ᠨᠠᠷᠠᠯᠠᠭ ᠬᠣᠷᠸ᠎ᠠ ᠳ᠋ᠦ ᠵᠢᠷᠭᠠᠵᠦ ᠪᠡᠶ᠎ᠡ ᠶ᠋ᠢ,
ᠨᠠᠳᠠ ᠳ᠋ᠠᠭᠠᠨ ᠡᠵᠢ ᠮᠢᠨᠢ ᠵᠠᠶᠠᠭᠠᠭᠰᠠᠨ ᠪᠢᠯᠡ,
ᠣᠬᠠᠭᠠᠷᠠᠵᠦ ᠬᠦᠢᠴᠡᠭᠡ ᠦᠭᠡᠢ ᠬᠡᠨᠡᠨ ᠰᠡᠳᠬᠢᠯ ᠢ,
ᠠᠭᠣᠵᠢᠮ ᠪᠣᠯᠭᠠᠨ ᠲᠡᠯᠡᠭ᠍ᠰᠡᠨ ᠪᠢᠯᠡ,
ᠠ ᠁ ᠠ ᠁,
ᠠᠭᠣᠵᠢᠮ ᠪᠣᠯᠭᠠᠨ ᠲᠡᠯᠡᠭ᠍ᠰᠡᠨ ᠪᠢᠯᠡ,
ᠠᠴᠢᠲᠠᠢ ᠲᠦᠷᠦᠭ᠍ᠰᠡᠨ ᠰᠠᠢᠬᠠᠨ ᠡᠵᠢ ᠳ᠋ᠡᠭᠡᠨ,
ᠠᠵᠠ ᠲᠠᠢ ᠮᠡᠨᠳᠦᠯᠡᠭ᠍ᠰᠡᠨ ᠦᠷ᠎ᠡ ᠨᠢ ᠪᠢᠯᠡ,
ᠴᠡᠪᠡᠷ ᠠᠷᠢᠭᠣᠬᠠᠨ ᠡᠵᠢ ᠶ᠋ᠢᠨ ᠢᠶᠠᠨ ᠰᠡᠳᠬᠢᠯ,
ᠴᠡᠴᠡᠭ ᠨᠢ ᠪᠣᠯᠣᠨ ᠲᠡᠯᠭᠡᠷᠡᠭ᠍ᠰᠡᠨ ᠪᠢᠯᠡ,
ᠠ ᠁ ᠠ ᠁,
ᠴᠡᠴᠡᠭ ᠨᠢ ᠪᠣᠯᠣᠨ ᠲᠡᠯᠭᠡᠷᠡᠭ᠍ᠰᠡᠨ ᠪᠢᠯᠡ,
ᠡᠨᠡ ᠯᠠ ᠬᠣᠷᠸ᠎ᠠ ᠳ᠋ᠦ ᠬᠦᠤ ᠪᠠᠨ ᠭᠡᠭ᠍ᠰᠡᠭᠡᠷ,
ᠡᠬᠡ ᠶ᠋ᠢᠨ ᠬᠠᠢᠷ᠎ᠠ ᠨᠠᠷᠠᠨ ᠪᠢᠯᠠ,
ᠦᠷ᠎ᠡ ᠪᠠᠨ ᠬᠠᠢᠷᠠᠯᠠᠬᠣ ᠡᠬᠡ ᠶ᠋ᠢᠨ ᠰᠡᠳᠬᠢᠯ,
ᠦᠷᠬᠦᠯᠵᠢ ᠮᠦᠩᠬᠡ ᠶ᠋ᠢᠨ ᠬᠠᠯᠠᠭᠣᠨ ᠪᠢᠯᠡ,
ᠠ ᠁ ᠠ ᠁,
ᠦᠷᠬᠦᠯᠵᠢ ᠮᠦᠩᠬᠡ ᠶ᠋ᠢᠨ ᠬᠠᠯᠠᠭᠣᠨ ᠪᠢᠯᠡ,
ᠠ ᠁ ᠠ ᠁,
ᠨᠠᠳᠠ ᠳ᠋ᠠᠭᠠᠨ ᠡᠵᠢ ᠮᠢᠨᠢ ᠵᠠᠶᠠᠭᠠᠭᠰᠠᠨ ᠪᠢᠯᠡ,
ᠨᠠᠳᠠ ᠳ᠋ᠠᠭᠠᠨ ᠡᠵᠢ ᠮᠢᠨᠢ ᠵᠠᠶᠠᠭᠠᠭᠰᠠᠨ ᠪᠢᠯᠡ。