获取下载链接
歌词

作词 : 嘎瓦苏荣

作曲 : 德·比和巴特

ᠡᠬᠡ ᠶ᠋ᠢᠨ ᠲᠣᠬᠠᠢ ᠲᠠᠭᠤᠤ

ᠨᠠᠷᠠᠯᠠᠭ ᠬᠣᠷᠸ᠎ᠠ ᠳ᠋ᠦ ᠵᠢᠷᠭᠠᠵᠦ ᠪᠡᠶ᠎ᠡ ᠶ᠋ᠢ

ᠨᠠᠳᠠ ᠳ᠋ᠠᠭᠠᠨ ᠡᠵᠢ ᠮᠢᠨᠢ ᠵᠠᠶᠠᠭᠠᠭᠰᠠᠨ ᠪᠢᠯᠡ

ᠣᠬᠠᠭᠠᠷᠠᠵᠦ ᠬᠦᠢᠴᠡᠭᠡ ᠦᠭᠡᠢ ᠬᠡᠨᠡᠨ ᠰᠡᠳᠬᠢᠯ ᠢ

ᠠᠭᠣᠵᠢᠮ ᠪᠣᠯᠭᠠᠨ ᠲᠡᠯᠡᠭ᠍ᠰᠡᠨ ᠪᠢᠯᠡ

ᠠ ᠁ ᠠ ᠁

ᠠᠭᠣᠵᠢᠮ ᠪᠣᠯᠭᠠᠨ ᠲᠡᠯᠡᠭ᠍ᠰᠡᠨ ᠪᠢᠯᠡ

ᠠᠴᠢᠲᠠᠢ ᠲᠦᠷᠦᠭ᠍ᠰᠡᠨ ᠰᠠᠢᠬᠠᠨ ᠡᠵᠢ ᠳ᠋ᠡᠭᠡᠨ

ᠠᠵᠠ ᠲᠠᠢ ᠮᠡᠨᠳᠦᠯᠡᠭ᠍ᠰᠡᠨ ᠦᠷ᠎ᠡ ᠨᠢ ᠪᠢᠯᠡ

ᠴᠡᠪᠡᠷ ᠠᠷᠢᠭᠣᠬᠠᠨ ᠡᠵᠢ ᠶ᠋ᠢᠨ ᠢᠶᠠᠨ ᠰᠡᠳᠬᠢᠯ

ᠴᠡᠴᠡᠭ ᠨᠢ ᠪᠣᠯᠣᠨ ᠲᠡᠯᠭᠡᠷᠡᠭ᠍ᠰᠡᠨ ᠪᠢᠯᠡ

ᠠ ᠁ ᠠ ᠁

ᠴᠡᠴᠡᠭ ᠨᠢ ᠪᠣᠯᠣᠨ ᠲᠡᠯᠭᠡᠷᠡᠭ᠍ᠰᠡᠨ ᠪᠢᠯᠡ

ᠡᠨᠡ ᠯᠠ ᠬᠣᠷᠸ᠎ᠠ ᠳ᠋ᠦ ᠬᠦᠤ ᠪᠠᠨ ᠭᠡᠭ᠍ᠰᠡᠭᠡᠷ

ᠡᠬᠡ ᠶ᠋ᠢᠨ ᠬᠠᠢᠷ᠎ᠠ ᠨᠠᠷᠠᠨ ᠪᠢᠯᠠ

ᠦᠷ᠎ᠡ ᠪᠠᠨ ᠬᠠᠢᠷᠠᠯᠠᠬᠣ ᠡᠬᠡ ᠶ᠋ᠢᠨ ᠰᠡᠳᠬᠢᠯ

ᠦᠷᠬᠦᠯᠵᠢ ᠮᠦᠩᠬᠡ ᠶ᠋ᠢᠨ ᠬᠠᠯᠠᠭᠣᠨ ᠪᠢᠯᠡ

ᠠ ᠁ ᠠ ᠁

ᠦᠷᠬᠦᠯᠵᠢ ᠮᠦᠩᠬᠡ ᠶ᠋ᠢᠨ ᠬᠠᠯᠠᠭᠣᠨ ᠪᠢᠯᠡ

ᠠ ᠁ ᠠ ᠁

ᠨᠠᠳᠠ ᠳ᠋ᠠᠭᠠᠨ ᠡᠵᠢ ᠮᠢᠨᠢ ᠵᠠᠶᠠᠭᠠᠭᠰᠠᠨ ᠪᠢᠯᠡ

ᠨᠠᠳᠠ ᠳ᠋ᠠᠭᠠᠨ ᠡᠵᠢ ᠮᠢᠨᠢ ᠵᠠᠶᠠᠭᠠᠭᠰᠠᠨ ᠪᠢᠯᠡ